11 ᠰᠠᠷ᠎ᠠ ᠶᠢᠨ 16 ᠤ ᠡᠳᠦᠷ
  
2020-11-16 09:21:45
 ᠄
 
᠄
 
᠄
 
  

ᠡᠷᠭᠢᠮ ᠭᠦᠨᠳᠦᠳᠦ ᠰᠤᠨᠤᠰᠤᠭᠴᠢᠳ ᠮᠢᠨᠢ᠂ ᠰᠠᠢᠢᠨ ᠪᠠᠢᠢᠨᠠᠦ︖ᠦᠨᠦᠳᠦᠷ ᠪᠤᠯ 2020 ᠤᠨ ᠪ 11 ᠰᠠᠷ᠎ᠠ ᠵᠢᠨ 16 ᠤ ᠡᠳᠦᠷ᠂ ᠪᠢᠯᠢᠭ ᠤᠨ ᠤᠯᠠᠷᠢᠯ ᠤᠨ ᠴᠠᠭᠠᠨ ᠬᠤᠯᠤᠭᠠᠨ᠎ᠠ ᠵᠢᠯ ᠤᠨ 10 ᠰᠠᠷ᠎ᠠ ᠵᠢᠨ 2᠂ ᠭᠠᠷᠠᠭ ᠤᠨ ᠨᠢᠭᠡᠨ᠃ ᠦᠪᠦᠷ ᠮᠤᠨᠭᠭᠤᠯ ᠤᠨ ᠡᠳᠦᠷ ᠤᠨ ᠰᠤᠨᠢᠨ ᠪ ᠬᠤᠷᠢᠶ᠎ᠠ ᠵᠢᠨ ᠬᠠᠮ ᠵᠠᠭᠤᠴᠢᠯᠠᠭᠤᠷ ᠤᠨ ︽ᠬᠦᠯᠦᠭ ᠨᠡᠪᠲᠡᠷᠡᠭᠦᠯᠭᠡ︾ᠲᠠ ᠪᠦᠬᠦᠨ ᠲᠠᠢ ᠪᠡᠨ ᠮᠡᠨᠳᠦᠴᠢᠯᠡᠨ ᠵᠤᠯᠭᠠᠵᠤ ᠪᠠᠢᠢᠨ᠎ᠠ᠃

ᠨᠡᠢᠢᠭᠡᠮ

• ᠤᠢᠢᠷ᠎ᠠ ᠳᠦ ᠪᠤᠭᠤᠲᠤ ᠬᠣᠲᠠ ᠤᠯᠤᠰ ᠤᠨ ᠪᠠᠷᠢᠮᠵᠢᠶᠠᠵᠢᠭᠤᠯᠤᠯᠲᠠ ᠶᠢᠨ ᠬᠠᠮᠢᠶᠠᠷᠤᠯᠲᠠ ᠶᠢᠨ ᠵᠥᠪᠯᠡᠯ ᠤᠨ ︽ᠪᠠᠷᠢᠮᠵᠢᠶᠠᠵᠢᠭᠰᠠᠨ ᠳᠡᠯᠡᠬᠡᠢᠢᠵᠢᠭᠰᠡᠨ ᠰᠢᠨ᠎ᠡ ᠶᠢ ᠡᠭᠦᠳᠬᠦ ᠬᠡᠯᠪᠡᠷᠢ ᠶᠢᠨ ᠬᠣᠲᠠ︾ ᠵᠢ ᠪᠦᠲᠦᠭᠡᠨ ᠪᠠᠢᠢᠭᠤᠯᠬᠤ ᠬᠢᠨᠠᠨ ᠰᠢᠯᠭᠠᠯᠲᠠ ᠵᠢ ᠦᠩᠭᠡᠷᠡᠭᠡᠵᠤ᠂ ᠱᠧᠨᠵᠧᠨ ᠤ ᠳᠠᠷᠠᠭᠠᠬᠢ ᠪᠦᠬᠦ ᠤᠯᠤᠰ ᠤᠨ ᠬᠤᠶᠠᠳᠡᠬᠢ ᠬᠢᠨᠠᠨ ᠰᠢᠯᠭᠠᠯᠲᠠ ᠳᠤ ᠬᠢᠷᠢ ᠲᠡᠩᠴᠡᠭᠰᠡᠨ ᠬᠣᠲᠠ ᠪᠤᠯᠵᠠᠢ᠃



• ᠤᠢᠢᠷ᠎ᠠ ᠳᠤ᠂ ᠰᠤᠶᠤᠯ ᠪᠠ ᠵᠢᠭᠤᠯᠴᠢᠯᠠᠯ ᠤᠨ ᠶᠠᠮᠤᠨ ᠡᠴᠡ ᠪᠦᠬᠦ ᠤᠯᠤᠰ ᠤᠨ ᠬᠥᠳᠡᠭᠡ ᠲᠤᠰᠬᠤᠨ ᠤ ᠵᠢᠭᠤᠯᠴᠢᠯᠠᠯ ᠤᠨ 300 ᠵᠤᠷᠪᠤᠰ ᠰᠤᠳᠤᠨ ᠵᠠᠮ ᠱᠤᠭᠤᠮ ᠢ ᠨᠡᠢᠢᠲᠡᠯᠡᠵᠤ᠂ ᠡᠭᠦᠨ ᠳᠤ ᠰᠢᠯᠢ ᠵᠢᠨ ᠭᠤᠤᠯ ᠠᠢᠢᠮᠠᠭ ᠤᠨ ᠨᠢᠭᠡ ᠵᠤᠷᠪᠤᠰ ︵ᠰᠢᠯᠢᠩᠬᠤᠲᠠ ᠡᠴᠡ ᠮᠤᠷᠳᠠᠵᠤ᠂ ᠰᠢᠯᠤᠭᠤᠨ ᠬᠥᠬᠡ᠂ ᠳᠤᠯᠤᠨ ᠨᠤᠤᠷ ᠵᠢᠡᠷ ᠥᠩᠭᠡᠷᠡᠬᠦ  ᠵᠠᠮ ᠱᠤᠭᠤᠮ︶ ᠵᠢᠭᠤᠯᠴᠢᠯᠠᠯ ᠤᠨ ᠱᠤᠭᠤᠮ ᠰᠤᠩᠭᠤᠭᠳᠠᠪᠠ᠃

• ᠪᠠᠷᠠᠭᠤᠨ ᠦᠵᠦᠮᠦᠴᠢᠨ ᠬᠤᠰᠢᠭᠤ  ᠡᠨᠡ ᠨᠠᠮᠤᠷ 4611.12 ᠲᠤᠨ ᠲᠡᠵᠢᠭᠡᠯ ᠡᠪᠡᠰᠤ ᠨᠥᠭᠡᠴᠡᠯᠡᠨ ᠢᠷᠡᠬᠦ ᠡᠪᠤᠯ ᠬᠠᠪᠤᠷ ᠮᠠᠯ ᠵᠢᠡᠨ ᠮᠡᠨᠳᠤ ᠤᠨᠳᠤᠷᠤᠭᠤᠯᠬᠤ ᠳᠤ ᠪᠡᠯᠡᠳᠭᠡᠵᠤ ᠪᠤᠢ᠃

• ᠤᠯᠠᠭᠠᠨᠬᠠᠳᠠ ᠵᠢᠨ ᠨᠢᠰᠭᠡᠯ ᠤᠨ ᠪᠠᠭᠤᠳᠠᠯ ᠤᠨ ᠰᠢᠨ᠎ᠡ ᠪᠡᠷ ᠪᠠᠢᠢᠭᠤᠯᠬᠤ ᠠᠶᠠᠯᠠᠯ ᠤᠨ ᠦᠷᠲᠡᠭᠡᠨ ᠤ ᠠᠰᠠᠷ ᠤᠨ ᠭᠤᠤᠯ ᠴᠣᠭᠴᠠ ᠵᠢᠨ ᠪᠠᠷᠢᠯᠭ᠎ᠠ ᠨᠢᠭᠡᠨᠲᠡ ᠳᠠᠭᠤᠰᠴᠤ᠂ ᠲᠦᠯᠦᠪᠵᠢᠭᠦᠯᠭᠡ ᠶᠤᠰᠤᠭᠠᠷ᠂ ᠨᠢᠰᠭᠡᠯ ᠤᠨ ᠪᠠᠭᠤᠳᠠᠯ ᠢ ᠦᠭᠡᠷᠡᠴᠢᠯᠠᠵᠤ ᠦᠷᠭᠡᠳᠭᠡᠨ ᠪᠠᠢᠢᠭᠤᠯᠤᠭᠰᠠᠨ ᠤ ᠳᠠᠷᠠᠭ᠎ᠠ ᠵᠢᠯ ᠳᠤ 280 ᠭᠠᠷᠤᠢ ᠲᠦᠮᠡᠨ ᠬᠦᠮᠦᠨ ᠤᠳᠠᠭ᠎ᠠ ᠪᠠᠭᠤᠵᠤ ᠰᠠᠭᠤᠬᠤ ᠬᠡᠷᠡᠭᠴᠡᠭᠡ ᠶᠢ ᠬᠠᠩᠭᠠᠬᠤ ᠪᠤᠯᠤᠨ᠎ᠠ᠃



• ᠤᠳᠤᠬᠠᠨ ᠳᠤ᠂ ᠮᠤᠩᠭᠤᠯ ᠤᠯᠤᠰ ᠪᠦᠬᠦ ᠲᠠᠯ᠎ᠠ ᠵᠢᠨ ᠰᠡᠷᠭᠡᠢᠢᠯᠡᠯᠲᠡ ᠵᠢᠨ ᠪᠠᠢᠢᠳᠠᠯ ᠳᠤ ᠤᠷᠤᠵᠤ᠂ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠢᠢᠳᠠᠯ ᠢ ᠨᠡᠩ ᠪᠦᠲᠦᠮᠵᠢᠲᠠᠢ ᠰᠡᠷᠭᠡᠢᠢᠯᠡᠨ ᠡᠵᠡᠮᠳᠡᠬᠦ ᠪᠡᠷ ᠪᠤᠢ᠃

• ᠤᠢᠢᠷ᠎ᠠ ᠳᠤ᠂ ᠠᠮᠸ᠋ᠷᠢᠺᠠ ᠵᠢᠨ ᠬᠦᠳᠡᠭᠡ ᠠᠵᠤ ᠠᠬᠤᠢ ᠵᠢᠨ ᠶᠠᠮᠤᠨ ᠤ ᠬᠢᠨ ᠢᠯᠡᠷᠬᠡᠢᠢᠯᠡᠬᠦ ᠳᠡᠭᠡᠨ᠂  8 ᠰᠠᠷ᠎ᠠ ᠡᠴᠡ ᠨᠠᠭᠠᠰᠢ ᠠᠮᠸ᠋ᠷᠢᠺᠠ ᠵᠢᠨ ᠤᠯᠠᠨ ᠮᠤᠵᠢ ᠵᠢᠨ ᠲᠡᠵᠢᠭᠡᠪᠦᠷᠢ ᠵᠢᠨ ᠲᠠᠯᠠᠪᠠᠢ ᠵᠢᠨ 15000 ᠪᠤᠯᠠᠭ᠎ᠠ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠸᠢᠷᠦᠢᠰ ᠡᠴᠡ ᠪᠤᠯᠵᠤ ᠦᠬᠦᠭᠰᠡᠨ ᠪᠠᠢᠢᠨ᠎ᠠ᠃ ᠡᠢᠢᠨᠬᠦ᠂ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠸᠢᠷᠦᠢᠰ ᠨᠢ ᠬᠦᠮᠦᠨ ᠡᠴᠡ ᠪᠤᠯᠠᠭ᠎ᠠ ᠳᠤ ᠬᠠᠯᠳᠠᠪᠤᠷᠢᠯᠠᠵᠤ᠂ ᠳᠠᠬᠢᠨ ᠪᠤᠯᠠᠭ᠎ᠠ ᠵᠢᠨ ᠬᠣᠭᠣᠷᠣᠨᠳᠣ ᠬᠠᠯᠳᠠᠪᠤᠷᠢᠯᠠᠨ᠂ ᠪᠠᠰᠠ ᠬᠦᠮᠦᠨ ᠳᠤ ᠬᠠᠯᠳᠠᠪᠤᠷᠢᠯᠠᠬᠤ ᠠᠶᠤᠯ ᠲᠠᠢ ᠭᠡᠵᠤ ᠳᠡᠯᠡᠬᠡᠢ ᠵᠢᠨ ᠡᠷᠡᠭᠦᠯ ᠮᠡᠨᠳᠤ ᠵᠢᠨ ᠪᠠᠢᠢᠭᠤᠯᠭ᠎ᠠ ᠡᠴᠡ ᠰᠠᠨᠠᠭᠤᠯᠵᠤ ᠪᠤᠢ᠃



• ᠡᠮᠤᠨᠡᠲᠤ ᠠᠹᠷᠢᠺᠠ ᠵᠢᠨ ᠰᠢᠨ᠎ᠡ ᠲᠢᠲᠢᠮᠯᠢᠭ ᠠᠭᠤᠰᠬᠢᠨ ᠦᠷᠪᠢᠰᠦᠯ ᠵᠢᠡᠷ ᠨᠠᠰᠤ ᠪᠠᠷᠠᠭᠰᠠᠨ ᠡᠪᠡᠳᠴᠢᠨ ᠤ ᠵᠢᠱ᠌ᠢᠶ᠎ᠡ 2 ᠲᠦᠮᠡ ᠶᠢ ᠳᠠᠪᠠᠪᠠ᠃

ᠰᠣᠶᠣᠯ

• 11 ᠰᠠᠷ᠎ᠠ ᠵᠢᠨ 15 ᠤ ᠡᠳᠦᠷ᠂ ᠠᠯᠠᠱᠠ ᠠᠢᠢᠮᠠᠭ ᠤᠨ ᠡᠵᠡᠨ᠎ᠡ ᠬᠤᠰᠢᠭᠤᠨ ᠤ ᠭᠤᠷᠪᠠᠳᠤᠭᠠᠷ ᠬᠤᠭᠤᠴᠠᠭᠠᠨ ᠤ ᠲᠡᠮᠡᠭᠡᠨ ᠰᠤᠶᠤᠯ ᠤᠨ ᠨᠠᠭᠠᠳᠤᠮ ᠤ᠋ᠨ ᠬᠤᠷᠠᠯ ᠡᠵᠡᠨ᠎ᠡ ᠬᠤᠰᠢᠭᠤᠨ ᠤ ᠲᠡᠮᠡᠭᠡᠨ ᠤᠷᠤᠯᠳᠤᠭᠠᠨ ᠤ ᠲᠠᠯᠠᠪᠠᠢ ᠳᠤ ᠡᠬᠢᠯᠡᠵᠤ᠂ ᠡᠵᠡᠨ᠎ᠡ ᠬᠤᠰᠢᠭᠤᠨ ᠤ ᠡᠯ᠎ᠡ ᠰᠤᠮᠤ ᠪᠠᠯᠭᠠᠰᠤᠨ ᠤ ᠮᠠᠯᠴᠢᠳ ᠤᠨ 6000 ᠭᠠᠷᠤᠢ ᠲᠡᠮᠡᠭᠡ ᠲᠠᠯᠠᠢᠢᠬᠦᠢᠪ ᠪᠠᠯᠭᠠᠰᠤᠨ ᠳᠤ ᠴᠤᠭᠯᠠᠪᠠ᠃



• 11 ᠰᠠᠷ᠎ᠠ ᠵᠢᠨ 15 ᠤ ᠡᠳᠦᠷ᠂  ᠠᠪᠠᠭ᠎ᠠ ᠬᠤᠰᠢᠭᠤᠨ ᠤ ︽ᠨᠤᠮ ᠡᠷᠳᠡᠨᠢ︾ ᠬᠤᠯᠪᠤᠭᠠᠨ ᠤ ᠵᠢᠷᠭᠤᠭᠠᠨ ᠨᠤᠮᠴᠢ ᠮᠠᠯᠴᠢᠨ ᠡᠴᠡ  ︽ᠮᠤᠩᠭᠤᠯ ᠪᠠᠬᠠᠷᠬᠠᠯ︾ᠨᠡᠷᠡᠮᠵᠢᠲᠤ ᠴᠡᠪᠡᠷ ᠪᠢᠴᠢᠯᠭᠡ ᠵᠢᠨ ᠤᠷᠤᠯᠳᠤᠭᠠᠨ ᠢ ᠵᠣᠬᠢᠶᠠᠨ ᠪᠠᠢᠢᠭᠤᠯᠵᠤ᠂ ᠠᠪᠠᠭ᠎ᠠ᠂ ᠰᠦᠨᠢᠳ᠂ ᠴᠠᠬᠠᠷ᠂ ᠦᠵᠦᠮᠦᠴᠢᠨ᠂ ᠲᠦᠩᠯᠢᠶᠤᠤ ᠬᠣᠲᠠ ᠵᠡᠷᠭᠡ ᠭᠠᠵᠠᠷ ᠤᠨ ᠮᠠᠯᠴᠢᠨ ᠲᠠᠷᠢᠶᠠᠴᠢᠨ᠂ ᠨᠡᠢᠢᠭᠡᠮ ᠤᠨ ᠡᠯ᠎ᠡ ᠡᠲᠡᠭᠡᠳ ᠤᠨ 80 ᠭᠠᠷᠤᠢ ᠬᠥᠮᠦᠰ ᠤᠷᠤᠯᠴᠠᠨ᠂ ᠪᠠᠷᠠᠭᠤᠨ ᠦᠵᠦᠮᠦᠴᠢᠨ ᠬᠤᠰᠢᠭᠤᠨ ᠤ᠋ ᠦᠵᠡᠰᠬᠦᠯᠡᠩ᠂ ᠠᠪᠠᠭ᠎ᠠ ᠬᠤᠰᠢᠭᠤᠨ ᠤ ᠴᠡᠯᠮᠡᠭ᠂ ᠬᠦᠪᠡᠭᠡᠲᠤ ᠰᠢᠷ᠎ᠡ ᠬᠤᠰᠢᠭᠤᠨ ᠤ ᠲᠡᠮᠦᠷᠰᠦᠢᠬᠡ ᠲᠤᠰ ᠲᠤᠰ ᠨᠢᠭᠡ᠂ ᠬᠤᠶᠠᠷ᠂ ᠭᠤᠷᠪᠠᠳᠤᠭᠠᠷ ᠪᠠᠢᠢᠷᠢᠨ ᠳᠤ ᠲᠤᠳᠤᠷᠠᠯ᠎ᠠ᠃


IMG_5076(20201115-171206).JPG


•︽ᠳᠥᠷᠪᠡᠨ ᠴᠠᠭ ᠤᠨ ᠦᠵᠦᠮᠦᠴᠢᠨ︾ᠦᠵᠦᠮᠦᠴᠢᠨ ᠬᠤᠰᠢᠭᠤᠨ ᠤ ᠬᠤᠶᠠᠳᠤᠭᠠᠷ ᠤᠳᠠᠭᠠᠨ ᠤ︽ᠦᠵᠦᠮᠦᠴᠢᠨ ᠬᠤᠨᠳᠠᠭᠠᠲᠤ︾ ᠮᠣᠩᠭᠣᠯ ᠪᠥᠬᠡ ᠵᠢᠨ ᠨᠢᠭᠡᠴᠢ ᠵᠢᠨ ᠤᠷᠤᠯᠳᠤᠭᠠᠨ ᠵᠢᠴᠢ ᠰᠢᠯᠢᠳᠡᠭ 64 ᠪᠥᠬᠡ ᠵᠢᠨ ᠪᠠᠷᠢᠯᠳᠤᠭᠠᠨ 11 ᠰᠠᠷ᠎ᠠ ᠵᠢᠨ 14 ᠤ ᠡᠳᠦᠷ ᠶᠠᠪᠤᠭᠳᠠᠵᠤ᠂ ᠵᠡᠭᠦᠨ ᠦᠵᠦᠮᠦᠴᠢᠨ ᠬᠤᠰᠢᠭᠤᠨ ᠤ ᠭᠠᠬᠢᠯ ᠰᠤᠮᠤᠨ ᠤ ᠬᠢᠨ ᠨᠢᠭᠡᠴᠢ ᠵᠢᠨ ᠤᠷᠤᠯᠳᠤᠭᠠᠨ ᠳᠤ ᠲᠡᠷᠢᠭᠦᠯᠡᠵᠤ᠂ ᠬᠤᠪᠢ ᠬᠦᠮᠦᠨ ᠤ ᠪᠠᠷᠢᠯᠳᠤᠭᠠᠨ ᠳ᠋ᠤ᠌ ᠵᠡᠭᠦᠨ ᠦᠵᠦᠮᠦᠴᠢᠨ ᠬᠤᠰᠢᠭᠤᠨ ᠤ  ᠪᠦᠬᠡᠪᠢᠯᠢᠭ ᠲᠡᠷᠢᠭᠦᠯᠡᠪᠡ᠃

• ᠰᠢᠯᠢ ᠵᠢᠨ ᠭᠤᠤᠯ ᠠᠵᠢᠯ ᠮᠡᠷᠭᠡᠵᠢᠯ ᠤᠨ ᠳᠡᠭᠡᠳᠤ ᠰᠤᠷᠭᠠᠭᠤᠯᠢ ᠵᠢᠨ ᠴᠢᠩᠭᠢᠰ ᠬᠠᠭᠠᠨ ᠺᠢᠨᠣ᠋ ᠤᠷᠠᠯᠢᠭ ᠤᠨ ᠰᠠᠯᠪᠤᠷᠢ ᠵᠢᠨ︽ᠪᠤᠯᠤᠳ ᠬᠡᠷᠬᠢᠨ ᠬᠠᠳᠠᠭᠠᠭᠳᠠᠭᠰᠠᠨ ᠪᠤᠢ︾ᠭᠡᠬᠦ ᠶᠠᠷᠢᠶᠠᠲᠤ ᠵᠦᠴᠦᠭᠡ︽ᠳᠤᠮᠳᠠᠳᠤ ᠤᠯᠤᠰ ᠤᠨ ᠡᠪ ᠬᠠᠮᠲᠤ ᠨᠠᠮ ᠪᠠᠢᠢᠭᠤᠯᠤᠭᠳᠠᠭᠰᠠᠨ 100 ᠵᠢᠯ ᠤᠨ  ᠤᠢ ᠶᠢ ᠪᠡᠯᠭᠡᠯᠡᠬᠦ ᠲᠠᠢᠢᠰᠠᠨ ᠤ ᠤᠷᠠᠯᠢᠭ ᠤᠨ ᠰᠣᠳᠣᠨ ᠪᠦᠲᠦᠭᠡᠯ ᠢ ᠵᠣᠬᠢᠶᠠᠨ ᠪᠦᠲᠦᠭᠡᠬᠦ  ᠢᠨᠵᠸ᠋ᠨ᠋ᠸ᠋ᠷᠢᠩ︾ ᠳᠤ  ᠰᠤᠩᠭᠤᠭᠳᠠᠪᠠ᠃



• 11 ᠰᠠᠷ᠎ᠠ ᠵᠢᠨ 14 ᠤ ᠡᠳᠦᠷ᠂ ᠪᠠᠷᠠᠭᠤᠨ ᠦᠵᠦᠮᠦᠴᠢᠨ ᠬᠤᠰᠢᠭᠤᠨ ᠤ ᠵᠠᠯᠠᠭᠤᠴᠤᠳ ᠪᠠᠭᠠᠴᠤᠳ ᠤᠨ ᠰᠤᠷᠭᠠᠭᠤᠯᠢ ᠵᠢᠨ ᠭᠠᠳᠠᠨᠠᠬᠢ ᠬᠦᠳᠡᠯᠭᠡᠭᠡᠨ ᠤ ᠲᠦᠪ ᠲᠤ ᠪᠦᠬᠦ ᠬᠤᠰᠢᠭᠤᠨ ᠤ ᠳᠤᠮᠳᠠᠳᠤ ᠪᠠᠭ᠎ᠠ ᠰᠤᠷᠭᠠᠭᠤᠯᠢ ᠵᠢᠨ ᠰᠤᠷᠤᠭᠴᠢᠳ ᠤᠨ ᠮᠣᠩᠭᠣᠯ ᠤᠷᠠᠨ ᠪᠢᠴᠢᠯᠭᠡ ᠵᠢᠨ ᠪᠤᠯᠪᠠᠰᠤᠷᠠᠯ ᠶᠠᠪᠤᠭᠳᠠᠪᠠ᠃

• 11 ᠰᠠᠷ᠎ᠠ ᠵᠢᠨ 13 ᠤ ᠡᠳᠦᠷ᠂ 2020  ᠤᠨ ᠤ ︽ᠪᠡᠶ᠎ᠡ ᠵᠢᠨ ᠲᠠᠮᠢᠷ ᠤᠨ ᠱᠠᠩᠨᠠᠯ ᠬᠤᠨᠳᠠᠭᠠᠲᠤ︾ᠥᠪᠡᠷᠲᠡᠭᠡᠨ ᠵᠠᠰᠠᠬᠤ ᠤᠷᠤᠨ ᠤ ᠵᠠᠯᠠᠭᠤᠴᠤᠳ ᠪᠠᠭᠠᠴᠤᠳ ᠤᠨ ᠨᠢᠳᠤᠷᠭᠠᠨ ᠲᠡᠮᠡᠴᠡᠭᠡᠨ ᠤ ᠮᠠᠩᠯᠠᠢ ᠰᠢᠯᠭᠠᠷᠠᠭᠤᠯᠬᠤ ᠤᠷᠤᠯᠳᠤᠭᠠᠨ ᠵᠢᠴᠢ ᠤᠷᠢᠯᠭ᠎ᠠ ᠵᠢᠨ ᠤᠷᠤᠯᠳᠤᠭᠠᠨ ᠪᠠᠶᠠᠨᠨᠠᠭᠤᠷ ᠬᠤᠲᠠ ᠳᠤ ᠦᠨᠳᠦᠷᠯᠡᠵᠤ᠂ ᠡᠯ᠎ᠡ ᠠᠢᠢᠮᠠᠭ ᠬᠤᠲᠠ ᠵᠢᠨ ᠵᠠᠭᠤ ᠭᠠᠷᠤᠢ ᠲᠠᠮᠢᠷᠴᠢᠨ ᠤᠷᠤᠯᠴᠠᠪᠠ᠃



• ᠤᠢᠢᠷ᠎ᠠ ᠳᠤ᠂ ᠤᠷᠳᠤᠰ ᠬᠣᠲᠠ ᠵᠢᠨ ᠮᠤᠩᠭᠤᠯ ᠦᠨᠳᠦᠰᠦᠲᠡᠨ ᠤ ᠰᠤᠷᠭᠠᠭᠤᠯᠢ ᠳᠤ ᠦᠦᠰᠢᠨ ᠬᠤᠰᠢᠭᠤᠨ ᠤ ᠰᠦᠯᠳᠡ ᠰᠤᠮᠤᠨ ᠤ ᠪᠤᠷᠤᠬᠦᠢᠳᠡᠭᠡ ᠭᠠᠴᠠᠭᠠᠨ ᠤ ᠮᠠᠯᠴᠢᠨ᠂ ᠥᠪᠡᠷᠲᠡᠭᠡᠨ ᠵᠠᠰᠠᠬᠤ ᠤᠷᠤᠨ ᠤ ᠪᠤᠳᠠᠰ ᠤᠨ ᠪᠤᠰᠤ ᠰᠤᠶᠤᠯ ᠤᠨ ᠦᠪ ᠤᠨ ᠮᠤᠩᠭᠤᠯᠴᠤᠳ ᠤᠨ ᠠᠷᠠᠰᠤ ᠰᠢᠷᠢ ᠡᠳ᠋ᠰᠢᠭᠦᠯᠬᠦ ᠤᠷ᠎ᠠ ᠮᠡᠷᠭᠡᠵᠢᠯ ᠤᠨ ᠥᠪᠯᠡᠨ ᠤᠯᠠᠮᠵᠢᠯᠠᠭᠴᠢ᠂ ᠮᠤᠷᠢᠨ ᠤ ᠡᠳ᠋ᠯᠡᠯ ᠤᠨ ᠭᠠᠷ ᠤᠷᠠᠯᠠᠭᠴᠢ ᠡᠷᠳᠡᠨᠢᠪᠠᠶᠠᠷ ᠡᠴᠡ ᠮᠣᠩᠭᠣᠯ ᠮᠤᠷᠢ᠂ ᠮᠤᠷᠢᠨ ᠤ ᠡᠳ᠋ᠯᠡᠯ ᠬᠡᠷᠡᠭᠰᠡᠯ ᠪᠠ ᠠᠷᠠᠰᠤᠨ ᠡᠳ᠋ᠯᠡᠯ ᠤᠨ ᠤᠷᠠᠨ ᠦᠢᠯᠡᠳᠦᠯᠭᠡ ᠵᠢᠨ ᠲᠤᠬᠠᠢ ᠰᠤᠷᠤᠭᠴᠢᠳ ᠲᠤ ᠬᠢᠴᠢᠶᠡᠯ ᠤᠷᠤᠯ᠎ᠠ᠃

• 11 ᠰᠠᠷ᠎ᠠ ᠵᠢᠨ 14 ᠤ ᠡᠳᠦᠷ᠂  ᠤᠯᠠᠭᠠᠨᠬᠠᠳᠠ ᠬᠣᠲᠠ ᠵᠢᠨ ᠪᠠᠭᠠᠷᠢᠨ ᠪᠠᠷᠠᠭᠤᠨ ᠬᠤᠰᠢᠭᠤᠨ ᠤ ᠳᠠᠪᠠᠨ ᠤ ᠨᠢᠭᠡᠳᠦᠭᠡᠷ ᠳᠤᠮᠳᠠᠳᠤ ᠰᠤᠷᠭᠠᠭᠤᠯᠢ ᠵᠢᠨ ᠳᠡᠭᠡᠳᠤ ᠳᠡᠰ ᠤᠨ ᠪᠠᠭᠰᠢ᠂ ᠤᠷᠠᠨ ᠵᠢᠷᠤᠭᠴᠢᠨ  ᠠ‍·ᠨᠠᠷᠠᠰᠤ ᠵᠢᠨ ᠤᠷᠠᠨ ᠵᠢᠷᠤᠭ ᠤᠨ ᠦᠵᠡᠰᠭᠦᠯᠡᠩ ᠰᠢᠯᠢ ᠵᠢᠨ ᠭᠤᠤᠯ ᠠᠵᠢᠯ ᠮᠡᠷᠭᠡᠵᠢᠯ ᠤᠨ ᠳᠡᠭᠡᠳᠤ ᠰᠤᠷᠭᠠᠭᠤᠯᠢ ᠵᠢᠨ ᠲᠠᠮᠢᠷ ᠤᠨ ᠤᠷᠳᠤᠨ ᠳᠤ ᠶᠠᠪᠤᠭᠳᠠᠵᠤ᠂ ᠨᠡᠢᠢᠲᠡ 90 ᠭᠠᠷᠤᠢ ᠪᠦᠲᠦᠭᠡᠯ ᠢ ᠳᠡᠯᠭᠡᠨ ᠦᠵᠡᠭᠦᠯᠦᠭᠰᠡᠨ ᠪᠠᠢᠢᠨ᠎ᠠ᠃


QQ截图20201114175231.png


• ᠳᠣᠯᠣᠳᠤᠭᠠᠷ ᠬᠤᠭᠤᠴᠠᠭᠠᠨ ᠤ ᠥᠪᠥᠷ ᠮᠣᠩᠭᠣᠯ ᠤᠨ ᠣᠯᠠᠨ ᠤᠯᠤᠰ ᠤᠨ ᠮᠣᠷᠢᠨ ᠮᠡᠷᠭᠡᠵᠢᠯ ᠦᠨ ᠨᠠᠶᠢᠷ ᠵᠢᠴᠢ︽ᠲᠠᠯ᠎ᠠ ᠨᠤᠲᠤᠭ ᠤᠨ ᠲᠠᠷᠢᠶᠠᠴᠢᠨ ᠬᠤᠨᠳᠠᠭᠠᠲᠤ·ᠮᠤᠨᠠ ᠠᠭᠤᠯᠠ ᠮᠣᠷᠢᠨ ᠤᠷᠤᠯᠳᠤᠭᠠᠨ ᠤ ᠪᠠᠶᠠᠷ ︾11 ᠰᠠᠷ᠎ᠠ ᠶᠢᠨ 28 ᠤ ᠡᠳᠦᠷ ᠪᠠᠶᠠᠨᠨᠠᠭᠤᠷ ᠬᠣᠲᠠ ᠶᠢᠨ ᠤᠷᠠᠳ ᠤᠨ ᠡᠮᠦᠨᠡᠲᠦ ᠬᠣᠰᠢᠭᠤᠨ ᠳᠤ ᠶᠠᠪᠤᠭᠳᠠᠬᠤ ᠪᠡᠷ ᠪᠤᠢ᠃ ᠤᠷᠤᠯᠳᠤᠭᠠᠨ ᠨᠢ ᠡᠷᠳᠡᠨᠢᠪᠤᠯᠠᠭ ᠰᠤᠮᠤᠨ ᠤ ᠪᠠᠶᠠᠨᠬᠤᠸᠠ ᠭᠠᠴᠠᠭ᠎ᠠ ᠳ᠋ᠤ ᠶᠠᠪᠤᠬᠳᠠᠵᠤ᠂ ᠵᠢᠷᠤᠭ᠎ᠠ ᠮᠤᠷᠢᠨ ᠤ ᠤᠷᠤᠯᠳᠤᠭᠠᠨ ᠪᠠ ᠬᠤᠷᠳᠤᠨ ᠮᠤᠷᠢᠨ ᠤ ᠤᠷᠤᠯᠳᠤᠭᠠᠨ ᠭᠡᠬᠦ ᠬᠣᠶᠠᠷ ᠶᠡᠬᠡ ᠲᠦᠷᠦᠯ ᠵᠦᠢᠯ ᠳᠦ ᠲᠤᠰ ᠲᠤᠰ ᠲᠦᠷᠦᠭᠦᠦ ᠨᠠᠢᠮᠠᠨ ᠨᠡᠷᠡᠰ ᠢ ᠰᠢᠯᠭᠠᠷᠠᠭᠤᠯᠬᠤ ᠶᠢᠨ ᠬᠠᠮᠲᠤ ᠱᠠᠩᠨᠠᠯ ᠣᠯᠭᠣᠨ᠎ᠡ᠃

• ᠤᠢᠢᠷ᠎ᠠ ᠳᠤ᠂ ᠬᠦᠯᠦᠨ ᠪᠤᠢᠢᠷ ᠬᠣᠲᠠ ᠵᠢᠨ ᠰᠢᠨ᠎ᠡ ᠪᠠᠷᠭᠤ ᠪᠠᠷᠠᠭᠤᠨ ᠬᠤᠰᠢᠭᠤᠨ ᠤ ᠰᠢᠨᠵᠢᠯᠡᠬᠦ ᠤᠬᠠᠭᠠᠨ ᠲᠸ᠋ᠭᠨᠢᠭ᠌ ᠮᠡᠷᠭᠡᠵᠢᠯ ᠤᠨ ᠤᠷᠳᠤᠨ ᠤ ᠠᠵᠢᠯᠲᠠᠨ ᠡᠴᠡ ᠰᠤᠷᠤᠭᠴᠢᠳ ᠢ ᠦᠵᠡᠭᠦᠯᠭᠡ ᠵᠢᠨ ᠲᠠᠩᠬᠢᠮ ᠵᠢᠡᠷ ᠲᠤᠭᠤᠷᠢᠨ ᠦᠵᠡᠭᠦᠯᠵᠤ᠂ ᠰᠢᠨᠵᠢᠯᠡᠬᠦ ᠤᠬᠠᠭᠠᠨ ᠤ ᠨᠢᠭᠤᠴᠠ ᠶᠢ ᠳᠠᠢᠢᠯᠪᠤᠷᠢᠯᠠᠬᠤ᠂ ᠪᠡᠶᠡᠴᠢᠯᠠᠨ ᠤᠢᠢᠯᠠᠭᠠᠬᠤ ᠵᠡᠷᠭᠡ ᠠᠷᠭ᠎ᠠ ᠬᠡᠯᠪᠡᠷᠢ ᠪᠡᠷ ᠰᠤᠷᠤᠭᠴᠢᠳ ᠲᠤ VR ᠪᠡᠶ᠎ᠡ ᠵᠢᠨ ᠰᠡᠷᠡᠯ ᠤᠨ ᠨᠦᠯᠦᠭᠡᠯᠡᠯᠴᠡᠯ᠂ ᠰᠢᠳᠢᠲᠤ ᠡᠯᠡᠰᠦᠨ ᠲᠠᠪᠠᠭ᠂ ᠥᠨᠳᠡᠭᠡᠨ ᠰᠠᠨᠳᠠᠯᠢ ᠵᠡᠷᠭᠡ ᠡᠯᠪᠡᠭ ᠪᠡᠶᠠᠯᠢᠭ ᠠᠭᠤᠯᠭ᠎ᠠ ᠪᠦᠬᠦᠢ ᠰᠢᠨᠵᠢᠯᠡᠬᠦ ᠤᠬᠠᠭᠠᠨ ᠤ  ᠮᠡᠳᠡᠯᠭᠡ ᠶᠢ ᠤᠢᠢᠯᠠᠭᠠᠭᠤᠯᠪᠠ᠃

• ᠤᠢᠢᠷ᠎ᠠ ᠳᠤ᠂ ᠵᠠᠯᠠᠢᠢᠳ ᠬᠤᠰᠢᠭᠤᠨ ᠤ ᠮᠣᠩᠭᠣᠯ ᠦᠨᠳᠦᠰᠦᠲᠡᠨ ᠤ ᠬᠡᠦᠬᠡᠳ ᠤᠨ ᠴᠡᠴᠡᠷᠯᠢᠭ ᠢᠷᠠᠭᠤ ᠨᠠᠢᠢᠷᠠᠭ ᠤᠨ ᠤᠷᠠᠨ ᠤᠩᠰᠢᠯᠭ᠎ᠠ ᠵᠢᠨ ᠤᠷᠤᠯᠳᠤᠭᠠᠨ ᠦᠷᠨᠢᠭᠦᠯᠪᠡ᠃

ᠦᠢᠯᠡᠴᠢᠯᠡᠭᠡ

• ᠴᠠᠭ ᠠᠭᠤᠷ ᠤᠨ ᠲᠣᠪᠴᠢᠶᠠᠨ ᠤ ᠤᠷᠢᠳᠴᠢᠯᠠᠨ ᠮᠡᠳᠡᠭᠡᠯᠡᠭᠰᠡᠨ ᠵᠢᠡᠷ᠂ ᠥᠨᠥᠳᠥᠷ  ᠡᠴᠡ ᠡᠬᠢᠯᠡᠨ ᠪᠦᠬᠦ ᠤᠷᠤᠨ ᠤ ᠶᠡᠬᠡᠩᠬᠢ ᠭᠠᠵᠠᠷ ᠲᠤ᠌ ᠪᠣᠷᠣᠭᠠᠨ ᠪᠤᠶᠤ ᠴᠠᠰᠤ ᠲᠠᠢ᠃ ᠡᠭᠦᠨ ᠳ᠋ᠤ᠌᠂ ᠤᠷᠳᠤᠰ ᠤᠨ ᠵᠡᠭᠦᠨ ᠪᠡᠶ᠎ᠡ᠂ ᠪᠤᠭᠤᠲᠤ ᠵᠢᠨ ᠡᠮᠤᠨ᠎ᠡ ᠪᠡᠶ᠎ᠡ᠂ ᠬᠥᠬᠡᠬᠣᠲᠠ ᠵᠢᠨ ᠶᠡᠬᠡᠩᠬᠢ ᠬᠡᠰᠡᠭ᠂ ᠰᠢᠯᠢ ᠵᠢᠨ ᠭᠤᠤᠯ ᠤᠨ ᠵᠡᠭᠦᠨ ᠬᠤᠢᠢᠲᠤ ᠪᠡᠶ᠎ᠡ᠂ ᠬᠢᠩᠭᠠᠨ ᠤ ᠪᠠᠷᠠᠭᠤᠨ ᠬᠤᠢᠢᠲᠤ ᠪᠡᠶ᠎ᠡ᠂ ᠬᠦᠯᠦᠨ ᠪᠤᠢᠢᠷ ᠤᠨ ᠶᠡᠬᠡᠩᠬᠢ ᠬᠡᠰᠡᠭ ᠭᠠᠵᠠᠷ ᠲᠤ᠌ ᠪᠠᠭ᠎ᠠ ᠪᠣᠷᠣᠭᠠᠨ ᠪᠤᠶᠤ ᠴᠠᠰᠤ ᠲᠠᠢ ᠪᠠᠢᠢᠵᠤ᠂ ᠵᠠᠷᠢᠮ ᠭᠠᠵᠠᠷ ᠲᠤ᠌ ᠴᠠᠰᠤ ᠪᠣᠷᠣᠭᠠᠨ ᠬᠣᠯᠢᠯᠳᠤᠨ ᠤᠷᠤᠨ᠎ᠠ᠃ ᠬᠦᠯᠦᠨ ᠪᠤᠢᠢᠷ ᠤᠨ ᠳᠤᠮᠳᠠ ᠪᠡᠶ᠎ᠡ ᠵᠢᠨ ᠭᠠᠵᠠᠷ ᠤᠷᠤᠨ ᠵᠢᠡᠷ ᠳᠤᠮᠳᠠ ᠵᠡᠷᠭᠡ ᠵᠢᠨ ᠴᠠᠰᠤ ᠲᠠᠢ ᠪᠠᠢᠢᠵᠤ᠂ ᠬᠡᠰᠡᠭ ᠭᠠᠵᠠᠷ ᠲᠤ᠌ ᠪᠡᠨ ᠶᠡᠬᠡ ᠴᠠᠰᠤ ᠲᠠᠢ᠃ ᠪᠤᠰᠤᠳ ᠭᠠᠵᠠᠷ ᠲᠤᠩᠭᠠᠯᠠᠭ ᠡᠴᠡ ᠡᠭᠦᠯᠡᠰᠢᠨ᠎ᠡ᠃

ᠦᠨᠦᠳᠦᠷ ᠤᠨ ᠨᠡᠪᠲᠡᠷᠡᠭᠦᠯᠭᠡ ᠪᠡᠷ ᠪᠢᠳᠡ ᠤᠯᠠᠭᠠᠨᠬᠠᠳᠠ ᠬᠣᠲᠠ ᠵᠢᠨ  ᠬᠡᠰᠢᠭᠲᠡᠨ ᠬᠤᠰᠢᠭᠤᠨ ᠤ ᠪᠠᠶᠠᠨᠴᠠᠭᠠᠨ ᠰᠤᠮᠤᠨ ᠤ ᠠᠵᠢᠯ ᠤᠨ ᠴᠢᠯᠦᠭᠡᠨ ᠤ ᠭᠡᠷᠡᠯ ᠵᠢᠷᠤᠭ ᠤ᠋ᠨ ᠪᠠᠬᠠᠲᠠᠨ ᠤᠷᠠᠨᠲᠤᠭᠤᠰ ᠤᠨ ᠭᠡᠷᠡᠯ ᠵᠢᠷᠤᠭ ᠤᠨ ᠪᠦᠲᠦᠭᠡᠯ ᠡᠴᠡ ᠰᠤᠨᠢᠷᠬᠠᠶ᠎ᠠ᠃ᠦᠨᠦᠳᠦᠷ ᠤᠨ ᠨᠡᠪᠳᠡᠷᠡᠭᠦᠯᠭᠡ ᠮᠠᠨᠢ ᠡᠢᠢᠨᠬᠦ ᠦᠨᠳᠦᠷᠯᠡᠵᠦ ᠪᠠᠢᠢᠨ᠎ᠠ᠃ ᠮᠡᠳᠡᠭᠡ ᠵᠢ ᠮᠢᠨᠢ ᠬᠦᠯᠢᠶᠠᠨ ᠰᠤᠨᠤᠰᠴᠤ᠂ ᠤᠷᠮ᠎ᠠ ᠬᠠᠢᠢᠷᠠᠯᠠᠭᠰᠠᠨ ᠲᠠ ᠪᠦᠬᠦᠨ ᠳᠡᠭᠡᠨ ᠠᠵᠠ ᠵᠢᠷᠭᠠᠯ ᠬᠦᠰᠡᠡ︽ᠵᠡᠭᠦᠳᠦᠨ ᠳᠤ ᠢᠷᠡᠭᠰᠡᠨ ᠴᠢ ᠮᠢᠨᠢ︾ᠳᠠᠭᠤᠤ ᠪᠠᠷ ᠠᠶ᠎ᠠ ᠪᠠᠷᠢᠵᠦ ᠨᠡᠪᠲᠡᠷᠡᠬᠦᠯᠭᠡ ᠪᠠᠨ ᠵᠢᠷᠭᠠᠭᠠᠶ᠎ᠠ︕ ᠪᠠᠶᠠᠷᠲᠠᠢ︕


 

ᠨᠠᠢᠢᠷᠠᠭᠤᠯᠤᠨ ᠨᠡᠪᠳᠡᠷᠡᠭᠦᠯᠦᠭᠴᠢ᠄ ᠨᠠᠮᠤᠭ  

ᠮᠡᠷᠭᠡᠵᠢᠯ᠄ ᠨᠠᠮᠤᠭ

ᠬᠢᠨᠠᠨ ᠦᠢᠯᠡᠳᠦᠭᠴᠢ᠄ ᠪᠤᠶᠠᠨᠲᠤ

ᠶᠡᠷᠦᠩᠬᠡᠢ ᠬᠢᠨᠠᠨ ᠦᠢᠯᠡᠳᠦᠭᠴᠢ᠄ ᠵᠢᠨ ᠱᠠᠨ 


 
   
   
2008-2018 ©                                0471-6659832   tn@mgyxw.net   蒙ICP备10000005号